ᠨᠠᠷᠢᠯᠢᠭ ᠬᠢᠴᠡᠲᠡᠢ ᠲᠠᠪᠤᠨ ᠵᠦᠢᠯ ᠦᠨ ᠲᠢᠭ᠄ ᠴᠠᠭᠠᠨ᠂ ᠤᠷᠭ᠎ᠠ᠂ ᠪᠢᠴᠢᠮᠡᠯ᠂ ᠤᠷᠭ᠎ᠠ ︵ᠮᠣᠰᠺᠸᠠ︶᠂ ᠤᠷᠭ᠎ᠠ ᠨᠠᠷᠢᠨ᠅
ᠦᠰᠦᠭ ᠰᠢᠪᠡᠭᠴᠢ᠄ ᠬᠡᠷᠡᠭᠯᠡᠬᠦ ᠳᠦ ᠳᠥᠭᠥᠮ᠂ ᠪᠤᠷᠤᠭᠤ ᠪᠢᠴᠢᠯᠭᠡ ᠶᠢ ᠵᠠᠯᠠᠷᠠᠭᠤᠯᠬᠤ ᠴᠢᠳᠠᠮᠵᠢ ᠲᠠᠢ᠅
ᠳᠡᠯᠡᠬᠡᠢ ᠳᠠᠬᠢᠨ ᠳᠤ ᠥᠷᠭᠡᠨ ᠬᠡᠷᠡᠭᠯᠡᠭᠳᠡᠵᠦ ᠪᠠᠢᠭ᠎ᠠ Bootstrap ᠬᠡᠪ ᠦᠨ ᠪᠣᠰᠣᠭ᠎ᠠ ᠬᠡᠪᠯᠡᠯ᠅
ᠡᠨᠡ ᠪᠦᠬᠦᠨ ᠢ ᠲᠠᠨ ᠳᠤ ᠲᠥᠯᠦᠪᠦᠷᠢ ᠦᠭᠡᠢ ᠬᠡᠷᠡᠭᠯᠡᠭᠦᠯᠦᠨ᠎ᠡ᠃ Yes. Its Free! ᠬᠡᠷᠪᠡ ᠲᠠ ᠮᠢᠨᠤ ᠠᠵᠢᠯ ᠢ ᠦᠨ᠎ᠡ ᠥᠷᠲᠡᠭ ᠲᠡᠢ ᠭᠡᠵᠦ ᠪᠣᠳᠣᠪᠠᠯ᠂ ᠬᠠᠨᠳᠢᠪᠯᠠᠵᠤ ︵Donate︶ ᠪᠣᠯᠣᠨ᠎ᠠ᠃
ᠮᠣᠩᠭᠣᠯ ᠪᠢᠴᠢᠭ ᠢᠶᠡᠨ ᠬᠠᠢᠷᠠᠯᠠᠵᠤ᠂ ᠮᠣᠩᠭᠣᠯ ᠬᠡᠯᠡ᠂ ᠮᠣᠩᠭᠣᠯ ᠪᠢᠴᠢᠭ ᠦᠨ ᠬᠥᠭᠵᠢᠯᠲᠡ ᠳᠦ ᠬᠤᠪᠢ ᠨᠡᠮᠡᠷᠢ ᠦᠵᠡᠭᠦᠯᠬᠦ ᠨᠢ ᠲᠤᠰ ᠰᠠᠢᠲ ᠢ ᠡᠬᠢᠯᠡᠭᠦᠯᠦᠭᠰᠡᠨ ᠵᠣᠷᠢᠯᠭ᠎ᠠ ᠮᠥᠨ ᠴᠤ ᠬᠥᠭᠵᠢᠯ ᠦᠨ ᠬᠠᠷᠠᠯᠲᠠ ᠶᠤᠮ᠃
ᠥᠩᠭᠡᠷᠡᠭᠰᠡᠨ ᠳᠦ ᠪᠢᠳᠡ ᠮᠣᠩᠭᠣᠯ ᠰᠠᠢᠲ ᠬᠢᠬᠦ ᠦᠶᠡᠰ᠂ ᠮᠥᠩᠬᠡ ᠭᠠᠯ ᠤᠨ ᠲᠢᠭ ︵ᠹᠣᠨᠲ︶ ᠪᠣᠯᠤᠨ ᠮᠧᠺᠷᠤᠰᠣᠹᠲ ᠤᠨ IE ᠬᠡᠷᠡᠭᠯᠡᠬᠦ ᠨᠢ ᠭᠣᠣᠯᠲᠠᠢ ᠪᠠᠢᠯ᠎ᠠ᠃ ᠪᠠᠷᠢᠮᠵᠢᠶ᠎ᠠ ᠺᠣᠳ᠋ ᠢ ᠲᠦᠭᠡᠮᠡᠯᠵᠢᠭᠦᠯᠬᠦ ᠪᠣᠯᠤᠨ ᠬᠥᠲᠥᠴᠢ ᠶᠢᠨ ᠪᠠᠷᠢᠮᠵᠢᠶᠠᠨ ᠤ ᠬᠥᠭᠵᠢᠯᠲᠡ ᠶᠢ ᠳᠠᠭᠠᠨ ᠡᠨᠡ ᠬᠦ ᠪᠠᠢᠳᠠᠯ ᠴᠤ ᠲᠡᠦᠬᠡ ᠪᠠᠢᠬᠤ ᠨᠢ ᠵᠠᠢᠯᠠᠰᠢ ᠦᠭᠡᠢ᠃ ᠶᠠᠭ ᠡᠨᠡ ᠰᠢᠨ᠎ᠡ ᠬᠠᠭᠤᠴᠢᠨ ᠰᠣᠯᠢᠭᠳᠠᠬᠤ ᠴᠠᠭ ᠦᠶ᠎ᠡ ᠶᠢᠨ ᠱᠠᠭᠠᠷᠳᠠᠯᠭ᠎ᠠ ᠪᠠᠷ ᠮᠠᠨ ᠰᠠᠢᠲ ᠹᠣᠨᠲ ︵ᠦᠰᠦᠭ ᠦᠨ ᠲᠢᠭ︶᠂ ᠦᠰᠦᠭ ᠰᠢᠪᠡᠭᠴᠢ᠂ ᠪᠣᠰᠣᠭ᠎ᠠ ᠬᠡᠪ ᠢ (HTML5) ᠦᠷᠭᠡᠨ ᠤᠯᠠᠨ ᠰᠦᠯᠵᠢᠶᠠᠨ ᠤ ᠮᠡᠷᠭᠡᠵᠢᠯᠲᠡᠨ ᠪᠣᠯᠭᠠᠨ ᠬᠡᠷᠡᠭᠯᠡᠭᠴᠢᠳ ᠲᠦ ᠪᠡᠨ ᠳᠡᠪᠰᠢᠭᠦᠯᠦᠯ᠎ᠡ᠃
ᠬᠥᠮᠦᠰ ᠲᠤᠰ ᠰᠠᠢᠲ ᠤᠨ ᠦᠢᠯᠡᠴᠢᠯᠡᠭᠡ ᠶᠢ ᠠᠰᠢᠭᠯᠠᠨᠪᠠᠯ᠂ ᠨᠡᠩ ᠲᠦᠷᠭᠡᠨ᠂ ᠮᠠᠰᠢ ᠬᠢᠮᠳᠠ᠂ ᠤᠯᠠᠮ ᠴᠢᠨᠠᠷᠯᠢᠭ ᠮᠣᠩᠭᠣᠯ ᠰᠣᠹᠲ ᠦᠢᠯᠡᠳᠬᠦ ᠪᠣᠯᠤᠨ᠎ᠠ ᠭᠡᠵᠦ ᠪᠢ ᠬᠦᠰᠡᠵᠦ ᠪᠠᠢᠨ᠎ᠠ᠂ ᠪᠠᠰᠠ ᠴᠤ ᠢᠲᠡᠭᠡᠵᠦ ᠪᠠᠢᠨ᠎ᠠ᠃ ᠴᠢᠨᠠᠭᠰᠢ ᠰᠠᠢᠨ ᠮᠥᠴᠡᠯᠭᠡ ᠪᠣᠯᠵᠤ᠂ ᠨᠠᠩ ᠣᠯᠠᠨ ᠮᠣᠩᠭᠣᠯ ᠰᠠᠢᠲ᠂ ᠮᠣᠩᠭᠣᠯ ᠰᠣᠹᠲ ᠢᠯᠡᠷᠡᠵᠦ᠂ ᠨᠡᠩ ᠣᠯᠠᠨ ᠮᠣᠩᠭᠣᠯ ᠰᠠᠢᠲ᠂ ᠮᠣᠩᠭᠣᠯ ᠰᠣᠹᠲ ᠢᠯᠡᠷᠡᠭᠰᠡᠨ ᠡᠴᠡ ᠤᠯᠠᠮ ᠰᠠᠢᠨ ᠮᠡᠷᠭᠡᠵᠢᠯ ᠦᠳ ᠢᠯᠡᠷᠡᠬᠦ ᠶᠤᠮ ᠭᠡᠵᠦ ᠪᠣᠳᠤᠵᠤ ᠪᠠᠢᠨ᠎ᠠ᠃ ᠬᠡᠷᠪᠡ ᠲᠡᠢᠮᠦ ᠪᠣᠯᠬᠤ ᠳᠤ ᠬᠦᠷᠪᠡᠯ᠂ ᠬᠡᠷᠡᠭᠯᠡᠭᠴᠢ ᠪᠦᠬᠦᠨ ᠳᠦ ᠠᠰᠢᠭ ᠲᠠᠢ ᠪᠢᠰᠢ ᠤᠤ᠃
ᠴᠠᠨᠠᠢ᠂ ᠮᠢᠩᠭᠠᠨ ᠤ ᠨᠣᠶᠠᠨ᠃ ᠥᠭᠡᠳᠡᠢ ᠬᠠᠭᠠᠨ ᠤ ᠦᠶ᠎ᠡ ᠬᠤᠳᠳᠤᠭ ᠮᠠᠯᠲᠠᠬᠤ ᠠᠵᠢᠯ ᠢ ᠵᠠᠬᠢᠷᠵᠤ᠂ ᠮᠥᠨ ᠵᠠᠮ ᠥᠷᠲᠡᠭᠡ ᠲᠠᠯᠪᠢᠬᠤ ᠵᠥᠪᠯᠡᠯᠭᠡ ᠶᠢ ᠳᠡᠪᠰᠢᠭᠦᠯᠦᠭᠰᠡᠨ ᠬᠥᠮᠦᠨ᠃ ᠶᠠᠭ ᠡᠳᠡᠭᠡᠷ ᠵᠠᠮ ᠤᠳ ᠨᠢ ᠳᠡᠯᠡᠬᠡᠢ ᠶᠢᠨ ᠲᠡᠦᠬᠡ ᠶᠢᠨ ᠬᠥᠭᠵᠢᠯᠲᠡ ᠳᠦ ᠠᠤᠭ᠎ᠠ ᠶᠡᠬᠡ ᠵᠢᠳᠬᠦᠯ ᠭᠠᠷᠭᠠᠭᠰᠠᠨ ᠪᠠᠢᠨ᠎ᠠ᠃ ᠮᠥᠨ ᠡᠳᠡᠭᠡᠷ ᠬᠤᠳᠳᠤᠭ ᠤᠳ ᠢ ᠥᠨᠥᠳᠦᠷ ᠪᠢᠳᠡ ᠪᠠᠰᠠ ᠬᠡᠷᠡᠭᠯᠡᠭᠰᠡᠭᠡᠷ ᠪᠠᠢᠨ᠎ᠠ ᠭᠡᠵᠦ ᠪᠢ ᠪᠣᠳᠣᠳᠠᠭ᠃ ᠡᠢᠮᠦ ᠠᠭᠤᠤ ᠬᠥᠮᠦᠨ ᠳᠤᠷᠠᠰᠬᠤ ᠦᠭᠡᠢ ᠶᠠᠮᠠᠷ ᠬᠥᠮᠦᠨ ᠢ ᠳᠤᠷᠠᠰᠬᠤ ᠪᠤᠢ ᠭᠡᠵᠦ ᠦᠰᠦᠭ ᠰᠢᠪᠡᠬᠦ ᠰᠣᠹᠲ ᠲᠠᠭᠠᠨ ︽ᠴᠠᠨᠠᠢ︾ ᠭᠡᠰᠡᠨ ᠨᠡᠷ᠎ᠡ ᠥᠭᠪᠡ᠃
http://getbootstrap.com say: Bootstrap is the most popular HTML, CSS, and JS framework for developing responsive, mobile first projects on the web. ᠡᠨᠡ ᠰᠣᠹᠲ ᠤᠨ ᠠᠷᠤ ᠳ᠋ᠤᠨᠢ ᠪᠠᠢᠭ᠎ᠠ ᠨᠢ Twitter ᠭᠡᠳᠡᠭ ᠺᠣᠮᠫᠠᠨᠢ᠃ ᠡᠨᠳᠡ ᠮᠢᠨᠦ ᠬᠢᠵᠦ ᠪᠠᠢᠭ᠎ᠠ ᠠᠵᠢᠯ ᠪᠣᠯ ᠵᠥᠪᠬᠡᠨ ᠲᠡᠭᠦᠨ ᠢ ᠪᠣᠰᠣᠭ᠎ᠠ ᠬᠡᠪ ᠪᠣᠯᠭᠠᠵᠤ᠂ ᠮᠣᠩᠭᠣᠯ ᠲᠢᠭ ᠢᠶᠡᠨ ᠨᠡᠮᠡᠵᠦ ᠣᠷᠣᠭᠤᠯᠤᠭᠰᠠᠨ ᠲᠡᠳᠦᠢ᠃ ᠲᠡᠭᠡᠭᠡᠳ ᠭᠠᠷᠠᠭ ᠲᠤ ᠨᠢᠭᠡ ᠤᠳᠠᠭ᠎ᠠ ᠰᠢᠨᠡᠳᠬᠡᠵᠦ ᠬᠠᠮᠤᠭ ᠰᠢᠨ᠎ᠡ ᠬᠤᠪᠢᠯᠪᠤᠷᠢ ᠳᠤ ᠪᠠᠢᠯᠭᠠᠬᠤ ᠪᠠᠷ ᠴᠢᠷᠮᠠᠢᠵᠤ ᠪᠠᠢᠨ᠎ᠠ᠃
Bootsrap ᠨᠢ ᠳᠡᠯᠡᠬᠡᠢ ᠶᠢᠨ ᠬᠡᠪᠴᠢᠶᠡᠨ ᠳᠦ ᠥᠷᠭᠡᠨ ᠬᠡᠷᠡᠭᠯᠡᠭᠳᠡᠬᠦ ᠪᠠᠢᠭ᠎ᠠ ᠪᠣᠯᠬᠤᠷ᠂ ᠰᠦᠯᠵᠢᠶᠡᠨ ᠳᠦ ᠡᠯ᠎ᠡ ᠵᠦᠢᠯ ᠦᠨ ᠯᠠᠪᠯᠠᠬᠤ ᠮᠠᠲᠧᠷᠢᠶᠠᠯ ᠵᠢᠴᠢ ᠨᠣᠮ ᠴᠤ ᠣᠯᠠᠨ ᠪᠠᠢᠳᠠᠭ᠃ ᠡᠳᠡᠭᠡᠷ ᠮᠠᠲᠧᠷᠢᠶᠠᠯ᠂ ᠨᠣᠮ ᠨᠢ ᠮᠠᠨ ᠤ ᠪᠣᠰᠣᠭ᠎ᠠ ᠬᠡᠪ ᠲᠦ ᠪᠦᠷᠢᠮᠦᠰᠦᠨ ᠲᠣᠬᠢᠷᠠᠬᠤ ᠶᠤᠮ᠃ ᠡᠢᠮᠦ ᠡᠴᠡ ᠰᠤᠷᠤᠯᠴᠠᠬᠤ ᠳᠤ ᠮᠠᠰᠢ ᠳᠥᠭᠥᠮ ᠶᠤᠮ᠃
ᠮᠠᠨ ᠤ ᠰᠠᠢᠲ ᠶᠠᠭ ᠲᠡᠭᠦᠨ ᠢ ᠠᠰᠢᠭᠯᠠᠵᠤ ᠪᠠᠢᠭ᠎ᠠ ᠶᠤᠮ᠃ ᠲᠡᠢᠮᠦ ᠡ᠂ ᠲᠠᠨ ᠤ ᠬᠠᠷᠠᠵᠤ ᠪᠠᠢᠭ᠎ᠠ ᠨᠢ ᠶᠠᠭ Bootstrap ᠰᠢᠤ‼