ᠮᠣᠩᠭᠣᠯ ᠪᠢᠴᠢᠭ ᠡᠭᠦᠯᠡᠨ ᠰᠣᠹᠲ

ᠨᠠᠷᠢᠯᠢᠭ ᠬᠢᠴᠡᠲᠡᠢ ᠲᠠᠪᠤᠨ ᠵᠦᠢᠯ ᠦᠨ ᠲᠢᠭ᠄ ᠴᠠᠭᠠᠨ᠂ ᠤᠷᠭ᠎ᠠ᠂ ᠪᠢᠴᠢᠮᠡᠯ᠂ ᠤᠷᠭ᠎ᠠ ︵ᠮᠣᠰᠺᠸᠠ︶᠂ ᠤᠷᠭ᠎ᠠ ᠨᠠᠷᠢᠨ᠅

ᠦᠰᠦᠭ ᠰᠢᠪᠡᠭᠴᠢ᠄ ᠬᠡᠷᠡᠭᠯᠡᠬᠦ ᠳᠦ ᠳᠥᠭᠥᠮ᠂ ᠪᠤᠷᠤᠭᠤ ᠪᠢᠴᠢᠯᠭᠡ ᠶᠢ ᠵᠠᠯᠠᠷᠠᠭᠤᠯᠬᠤ ᠴᠢᠳᠠᠮᠵᠢ ᠲᠠᠢ᠅

ᠳᠡᠯᠡᠬᠡᠢ ᠳᠠᠬᠢᠨ ᠳᠤ ᠥᠷᠭᠡᠨ ᠬᠡᠷᠡᠭᠯᠡᠭᠳᠡᠵᠦ ᠪᠠᠢᠭ᠎ᠠ Bootstrap ᠬᠡᠪ ᠦᠨ ᠪᠣᠰᠣᠭ᠎ᠠ ᠬᠡᠪᠯᠡᠯ᠅

ᠡᠨᠡ ᠪᠦᠬᠦᠨ ᠢ ᠲᠠᠨ ᠳᠤ ᠲᠥᠯᠦᠪᠦᠷᠢ ᠦᠭᠡᠢ ᠬᠡᠷᠡᠭᠯᠡᠭᠦᠯᠦᠨ᠎ᠡ᠃ Yes. Its Free! ᠬᠡᠷᠪᠡ ᠲᠠ ᠮᠢᠨᠤ ᠠᠵᠢᠯ ᠢ ᠦᠨ᠎ᠡ ᠥᠷᠲᠡᠭ ᠲᠡᠢ ᠭᠡᠵᠦ ᠪᠣᠳᠣᠪᠠᠯ᠂ ᠬᠠᠨᠳᠢᠪᠯᠠᠵᠤ ︵Donate︶ ᠪᠣᠯᠣᠨ᠎ᠠ᠃

ᠴᠠᠨᠠᠢ ᠶᠢᠨ ᠬᠡᠷᠡᠭᠯᠡᠬᠦ ᠠᠷᠭ᠎ᠠ

ᠲᠤᠰ ᠰᠣᠹᠲ ᠢ ᠬᠡᠷᠡᠭᠯᠡᠬᠦ ᠳᠦ ᠳᠣᠣᠷᠠᠬᠢ ᠬᠣᠶᠠᠷ ᠮᠥᠷ ᠺᠣᠳ᠋ ᠢ html head ᠬᠡᠰᠡᠭ ᠲᠦ ᠨᠡᠮᠡᠭᠡᠷᠡᠢ᠃ Jquery ᠱᠠᠭᠠᠷᠳᠠᠭᠳᠠᠬᠤ ᠪᠣᠯᠬᠣᠷ ᠳᠡᠰ ᠳᠠᠷᠠᠭᠠᠯᠠᠯ ᠢ ᠠᠩᠬᠠᠷᠬᠤ ᠴᠢᠬᠤᠯᠠ ᠲᠠᠢ᠃

    ᠲᠠᠷᠠᠭᠠᠴᠢ ᠶᠢᠨ ᠺᠣᠳ᠋ ᠢ head-t ᠨᠡᠮᠡ
    <link href="http://mongol-bichig.top/chanai.ime/css/chanai.css" rel="stylesheet">
    <script src="http://mongol-bichig.top/chanai.ime/chanai.min.js"></script>

ᠴᠠᠨᠠᠢ ᠪᠠᠰᠠ ᠠᠵᠢᠯᠯᠠᠬᠤ ᠪᠣᠯᠤᠭ᠎ᠠ ᠦᠭᠡᠢ᠃ ᠳᠠᠷᠠᠭ᠎ᠠ ᠨᠢ ᠴᠠᠨᠠᠢ ᠪᠣᠯᠤᠨ ᠦᠰᠦᠭ ᠰᠢᠪᠡᠬᠦ ᠭᠡᠵᠦ ᠪᠠᠢᠭ᠎ᠠ tag ᠲᠠᠢ ᠬᠣᠯᠪᠣᠬᠤ ᠴᠢᠬᠤᠯᠠ ᠲᠠᠢ᠃ ᠰᠣᠩᠭᠣᠭᠴᠢ (css selector)᠄ ᠮᠣᠩᠭᠣᠯ ᠢᠶᠠᠷ ᠪᠢᠴᠢᠬᠦ ᠴᠢᠬᠤᠯᠠ ᠪᠠᠢᠷᠢᠰᠢᠯ ᠢ ᠴᠠᠨᠠᠢ ᠳᠤ ᠵᠢᠭᠠᠵᠤ ᠦᠭᠭᠦᠨ᠎ᠡ᠃ ᠵᠢᠱᠢᠶᠡᠯᠡᠪᠡᠯ input, textarea.mong ᠭᠡᠬᠦ ᠮᠡᠲᠦ᠃ ᠭᠡᠬᠦ ᠳᠡᠭᠡᠨ ᠨᠢᠭᠡ ᠬᠠᠭᠤᠳᠠᠰᠤᠨ ᠳᠤ ᠣᠯᠠᠨ input ᠪᠠᠢᠵᠤ᠂ ᠵᠠᠷᠢᠮ ᠢ ᠠᠯᠤᠰᠯᠠᠬᠤ ᠴᠢᠬᠤᠯᠠᠲᠠᠢ ᠪᠣᠯ ᠲᠡᠷᠡ input-du class="noime" ᠭᠡᠵᠦ ᠨᠡᠮᠡᠭᠡᠷᠡᠢ᠃ ᠬᠡᠷᠪᠡ ᠺᠢᠷᠢᠯ ᠦᠰᠦᠭ ᠰᠢᠪᠡᠬᠦ ᠴᠢᠬᠤᠯᠠ ᠲᠠᠢ ᠪᠣᠯ lang="mn-cyrl" ᠭᠡᠵᠦ ᠨᠡᠮᠡᠭᠡᠷᠡᠢ᠃ ᠪᠠᠰᠠ ︽ᠲᠠᠯᠴᠢᠷ ᠤᠨ ᠪᠠᠢᠷᠢᠯᠠᠯ︾ ᠭᠡᠳᠡᠭ ᠢ ᠲᠠ ᠥᠪᠡᠷ ᠦᠨ ᠰᠠᠨᠠᠭ᠎ᠠ ᠪᠠᠷ ᠢᠶᠠᠨ ᠳᠠᠬᠢᠨ ᠨᠡᠷᠡᠯᠡᠵᠦ ᠪᠣᠯᠤᠨ᠎ᠠ᠃

    ᠲᠠᠷᠠᠭᠠᠴᠢ ᠶᠢᠨ ᠺᠣᠳ᠋ ᠢ body-un ᠰᠡᠭᠦᠯ ᠳᠦ ᠨᠡᠮᠡ
    <script>
        jQuery(document).ready(function () {
            jQuery(ᠰᠣᠩᠭᠣᠭᠴᠢ).bindIME({
                talchir: "ᠲᠠᠯᠴᠢᠷ ᠤᠨ ᠪᠠᠢᠷᠢᠯᠠᠯ",
                imePath:"http://mongol-bichig.top/chanai.ime/rules/",
                candidatePath: "http://mongol-bichig.top/ime/"
            });
        });
    </script>>

ᠠᠩᠬᠠᠷᠬᠤ ᠵᠦᠢᠯ᠂ ᠮᠣᠩᠭᠣᠯ ᠬᠡᠯᠡᠨ ᠳᠦ ᠶᠢᠰᠦᠨ ᠲᠡᠪᠢᠰᠭᠡᠷ ᠲᠠᠢ᠂ ᠮᠣᠩᠭᠣᠯ ᠬᠡᠯᠡᠨ ᠳᠦ ᠬᠣᠣᠰ ᠡᠭᠡᠰᠢᠭ ᠲᠠᠢ ᠭᠡᠬᠦ ᠣᠨᠣᠯ ᠢ ᠪᠠᠷᠢᠮᠲᠠᠯᠠᠵᠤ᠂ ︽᠊ᠢᠢ᠊ ᠂ ᠊ᠢ︾ ᠬᠣᠶᠠᠷ ᠢ ︽ᠢ ᠳᠦ︾ ᠨᠢᠭᠡᠳᠬᠡᠪᠡ᠃ ᠡᠭᠡᠰᠢᠭ ᠦᠨ ᠳᠠᠷᠠᠭᠠᠬᠢ ︽᠊ᠤ᠊ ᠂ ᠊ᠤ︾ ᠬᠣᠶᠠᠷ ᠢ ᠪᠣᠯ ᠮᠥᠨ ᠡᠭᠡᠰᠢᠭ ᠭᠡᠵᠦ ᠦᠵᠡᠪᠡ᠃ ᠡᠢᠮᠦ ᠡᠴᠡ ᠰᠠᠢᠨ ᠢ sain ᠭᠡᠵᠦ᠂ ᠬᠣᠣᠰ ᠢ hoos ᠭᠡᠵᠦ ᠮᠡᠲᠦ ᠪᠡᠷ ᠪᠢᠴᠢᠬᠦ ᠴᠢᠬᠤᠯᠠ ᠲᠠᠢ᠃

ᠣᠳᠣᠬᠠᠨ ᠳᠤ ᠲᠣᠰ ᠰᠣᠹᠲ ᠢ Chrome ᠬᠥᠲᠥᠴᠢ ᠳᠦ ᠭᠣᠣᠯᠴᠢᠯᠠᠨ ᠲᠤᠷᠰᠢᠵᠤ᠂ ᠳᠠᠭᠠᠯᠳᠤᠯᠤᠨ Firefox ᠳᠡᠭᠡᠷ᠎ᠡ ᠲᠤᠷᠰᠢᠪᠠ᠃ ᠬᠢᠲᠠᠳ ᠤᠨ ᠵᠠᠷᠢᠮ ᠬᠥᠲᠥᠴᠢ ᠳᠦ ᠬᠡᠷᠡᠭᠯᠡᠬᠦ ᠪᠣᠯᠤᠮᠵᠢ ᠦᠭᠡᠢ ᠮᠠᠭᠠᠳ᠃ Chrome ᠡᠰᠡᠬᠦᠯ᠎ᠡ Firefox ᠬᠡᠷᠡᠭᠯᠡᠬᠦ ᠪᠣᠯᠪᠠᠤ⁈ ᠪᠠᠶᠠᠷᠯᠠᠯ᠎ᠠ᠃ ᠬᠡᠷᠡᠭᠯᠡᠬᠦ ᠶᠠᠪᠤᠴᠠ ᠳᠤ ᠶᠠᠮᠠᠷ ᠠᠰᠠᠭᠤᠳᠠᠯ ᠲᠣᠬᠢᠶᠠᠯᠳᠤᠪᠠᠯ ᠮᠠᠢᠯ ᠪᠢᠴᠢᠭᠡᠷᠡᠢ᠃ ᠪᠢ ᠺᠢᠷᠢᠯ ᠦᠰᠦᠭ ᠤᠩᠰᠢᠬᠤ ᠳᠠᠭᠠᠨ ᠮᠠᠰᠢ ᠮᠠᠰᠢ ᠮᠠᠰᠢ ᠬᠦᠴᠢᠷᠳᠡᠬᠦ ᠪᠣᠯᠬᠣᠷ᠂ ᠮᠠᠢᠯ ᠢᠶᠠᠨ ᠮᠣᠩᠭᠣᠯ ᠪᠢᠴᠢᠭ ᠢᠶᠡᠷ ᠪᠢᠴᠢᠭᠡᠷᠡᠢ᠃