ᠮᠣᠩᠭᠣᠯ ᠪᠢᠴᠢᠭ ᠡᠭᠦᠯᠡᠨ ᠰᠣᠹᠲ

ᠨᠠᠷᠢᠯᠢᠭ ᠬᠢᠴᠡᠲᠡᠢ ᠲᠠᠪᠤᠨ ᠵᠦᠢᠯ ᠦᠨ ᠲᠢᠭ᠄ ᠴᠠᠭᠠᠨ᠂ ᠤᠷᠭ᠎ᠠ᠂ ᠪᠢᠴᠢᠮᠡᠯ᠂ ᠤᠷᠭ᠎ᠠ ︵ᠮᠣᠰᠺᠸᠠ︶᠂ ᠤᠷᠭ᠎ᠠ ᠨᠠᠷᠢᠨ᠅

ᠦᠰᠦᠭ ᠰᠢᠪᠡᠭᠴᠢ᠄ ᠬᠡᠷᠡᠭᠯᠡᠬᠦ ᠳᠦ ᠳᠥᠭᠥᠮ᠂ ᠪᠤᠷᠤᠭᠤ ᠪᠢᠴᠢᠯᠭᠡ ᠶᠢ ᠵᠠᠯᠠᠷᠠᠭᠤᠯᠬᠤ ᠴᠢᠳᠠᠮᠵᠢ ᠲᠠᠢ᠅

ᠳᠡᠯᠡᠬᠡᠢ ᠳᠠᠬᠢᠨ ᠳᠤ ᠥᠷᠭᠡᠨ ᠬᠡᠷᠡᠭᠯᠡᠭᠳᠡᠵᠦ ᠪᠠᠢᠭ᠎ᠠ Bootstrap ᠬᠡᠪ ᠦᠨ ᠪᠣᠰᠣᠭ᠎ᠠ ᠬᠡᠪᠯᠡᠯ᠅

ᠡᠨᠡ ᠪᠦᠬᠦᠨ ᠢ ᠲᠠᠨ ᠳᠤ ᠲᠥᠯᠦᠪᠦᠷᠢ ᠦᠭᠡᠢ ᠬᠡᠷᠡᠭᠯᠡᠭᠦᠯᠦᠨ᠎ᠡ᠃ Yes. Its Free! ᠬᠡᠷᠪᠡ ᠲᠠ ᠮᠢᠨᠤ ᠠᠵᠢᠯ ᠢ ᠦᠨ᠎ᠡ ᠥᠷᠲᠡᠭ ᠲᠡᠢ ᠭᠡᠵᠦ ᠪᠣᠳᠣᠪᠠᠯ᠂ ᠬᠠᠨᠳᠢᠪᠯᠠᠵᠤ ︵Donate︶ ᠪᠣᠯᠣᠨ᠎ᠠ᠃

ᠴᠠᠨᠠᠢ ᠶᠢᠨ ᠬᠣᠶᠠᠳᠤᠭᠠᠷ ᠬᠤᠪᠢᠯᠪᠤᠷᠢ

ᠡᠨᠡ ᠬᠤᠪᠢᠯᠪᠤᠷᠢ ᠠᠴᠠ jQuery ᠬᠡᠷᠡᠭᠯᠡᠬᠦ ᠪᠡᠨ ᠪᠣᠯᠢᠪᠠ᠃ ᠮᠥᠨ ᠴᠤ ᠰᠦᠢᠳᠬᠡᠯ ᠠᠪᠬᠤ ᠰᠣᠹᠲ ᠪᠣᠯᠪᠠ᠃ ᠦᠨ᠎ᠡ ᠨᠢ ᠵᠢᠯ ᠦᠨ ᠨᠢᠭᠡ ᠰᠠᠢᠲ ᠤᠨ 9.9 ᠳ᠋ᠥᠯᠧᠷ᠃ ᠨᠢᠭᠡᠳᠦᠭᠡᠷ ᠥᠨᠢ ᠡᠭᠦᠷᠢᠳᠡ ᠲᠥᠯᠥᠪᠦᠷᠢ ᠠᠪᠬᠤ ᠦᠭᠡᠢ᠃

ᠬᠡᠷᠡᠭᠯᠡᠬᠦ ᠠᠷᠭ᠎ᠠ ᠨᠢ᠄ html head ᠬᠡᠰᠡᠭ ᠲᠦ ᠳᠠᠷᠠᠭᠠᠴᠢ ᠶᠢᠨ ᠺᠣᠳ᠋ ᠢ ᠨᠡᠮᠡᠭᠡᠳ᠂ ᠪᠠᠭ᠎ᠠ ᠰᠠᠭ᠎ᠠ ᠲᠣᠬᠢᠷᠠᠭᠤᠯᠭ᠎ᠠ ᠬᠢᠬᠦ ᠴᠢᠬᠤᠯᠠ ᠲᠠᠢ᠃

    ᠲᠠᠷᠠᠭᠠᠴᠢ ᠶᠢᠨ ᠺᠣᠳ᠋ ᠢ head-t ᠨᠡᠮᠡ
    <script src="http://cdn.mongol-bichig.top/chanai2/chanai.js"></script>

ᠳᠠᠷᠠᠭ᠎ᠠ ᠨᠢ ᠴᠠᠨᠠᠢ ᠪᠣᠯᠤᠨ ᠦᠰᠦᠭ ᠰᠢᠪᠡᠬᠦ ᠭᠡᠵᠦ ᠪᠠᠢᠭ᠎ᠠ tag ᠲᠠᠢ ᠬᠣᠯᠪᠣᠬᠤ ᠴᠢᠬᠤᠯᠠ ᠲᠠᠢ᠃ ᠰᠣᠩᠭᠣᠭᠴᠢ (css selector)᠄ ᠮᠣᠩᠭᠣᠯ ᠢᠶᠠᠷ ᠪᠢᠴᠢᠬᠦ ᠴᠢᠬᠤᠯᠠ ᠪᠠᠢᠷᠢᠰᠢᠯ ᠢ ᠴᠠᠨᠠᠢ ᠳᠤ ᠵᠢᠭᠠᠵᠤ ᠦᠭᠭᠦᠨ᠎ᠡ᠃ ᠵᠢᠱᠢᠶᠡᠯᠡᠪᠡᠯ 'input[type=text], input[type=search], textarea' ᠭᠡᠬᠦ ᠮᠡᠲᠦ᠃ ᠭᠡᠬᠦ ᠳᠡᠭᠡᠨ ᠨᠢᠭᠡ ᠬᠠᠭᠤᠳᠠᠰᠤᠨ ᠳᠤ ᠣᠯᠠᠨ input ᠪᠠᠢᠵᠤ᠂ ᠵᠠᠷᠢᠮ ᠢ ᠠᠯᠤᠰᠯᠠᠬᠤ ᠴᠢᠬᠤᠯᠠᠲᠠᠢ ᠪᠣᠯ class="noime" ᠭᠡᠵᠦ ᠨᠡᠮᠡᠭᠡᠷᠡᠢ᠃ ᠬᠡᠷᠪᠡ ᠺᠢᠷᠢᠯ ᠦᠰᠦᠭ ᠰᠢᠪᠡᠬᠦ ᠴᠢᠬᠤᠯᠠ ᠲᠠᠢ ᠪᠣᠯ lang="mn-cyrl" ᠭᠡᠵᠦ ᠨᠡᠮᠡᠭᠡᠷᠡᠢ᠃

    ᠲᠠᠷᠠᠭᠠᠴᠢ ᠶᠢᠨ ᠺᠣᠳ᠋ ᠢ body-un ᠰᠡᠭᠦᠯ ᠳᠦ ᠨᠡᠮᠡ
    <script>
    document.addEventListener('DOMContentLoaded',
        function () {
            var list = document.querySelectorAll(ᠰᠣᠩᠭᠣᠭᠴᠢ);
            var ime = new chanai.IME({
              xhr: 'http://mongol-bichig.top/ime/',
              css: "url to your style sheet",
              url: 'http://cdn.mongol-bichig.top/'
            });
            ime.bindIME(list);
        }
    );
    </script>>

ᠵᠢᠱᠢᠶ᠎ᠡ᠄


    <!DOCTYPE html>
<html lang="mn-mong">
    <head>
         <script src="http://cdn.mongol-bichig.top/chanai2/chanai.js"></script>
         <style>
              @font-face{
                font-family:urga;
                src:local("Baga Urga"),
                    url(http://fonts.mongol-bichig.top/Urga.woff2) format('woff2'),
                    url(http://fonts.mongol-bichig.top/Urga.woff) format('woff'),
                    url(http://fonts.mongol-bichig.top/Urga.ttf) format('opentype')
                }
             body{
                 writing-mode:vertical-lr;
             }
             body *{
                 font-family: urga!important;
             }
         </style>
    </head>
    <body>
        <input type="text" style="height:50%;width:2em;display:table-cell">
        <input type="text" style="height:50%;width:2em;display:table-cell" class="noime">
        <textarea  style="height:50%;width:200px;display:table-cell">    </textarea>
         <script>
                    document.addEventListener('DOMContentLoaded',
                        function () {
                            var list = document.querySelectorAll('input, textarea');
                            var ime = new chanai.IME({
                            xhr: 'http://mongol-bichig.top/ime/',
                            // css: if use default style, please remove option css.
                            url: 'http://cdn.mongol-bichig.top/'
                            });
                            ime.bindIME(list);
                        }
                    );
        </script>
    </body>
</html>
    

ᠲᠠᠢᠯᠪᠤᠷᠢ ᠶᠢ ᠳᠥᠭᠥᠮ ᠪᠢᠴᠢᠯ᠎ᠡ᠃ ᠬᠡᠷᠪᠡ ᠲᠠ ᠰᠠᠢᠲ ᠲᠤ ᠪᠠᠨ ᠲᠣᠰ ᠰᠣᠹᠲ ᠢ ᠬᠡᠷᠡᠭᠯᠡᠬᠦ ᠪᠡᠷ ᠪᠣᠯᠣᠭᠰᠠᠨ ᠪᠣᠯ ᠰᠢᠭᠤᠳ ᠬᠠᠷᠢᠯᠴᠠᠭᠠᠷᠠᠢ᠅

ᠣᠳᠣᠬᠠᠨ ᠳᠤ ᠲᠣᠰ ᠰᠣᠹᠲ ᠢ Chrome ᠬᠥᠲᠥᠴᠢ ᠳᠦ ᠭᠣᠣᠯᠴᠢᠯᠠᠨ ᠲᠤᠷᠰᠢᠵᠤ᠂ ᠳᠠᠭᠠᠯᠳᠤᠯᠤᠨ Firefox ᠳᠡᠭᠡᠷ᠎ᠡ ᠲᠤᠷᠰᠢᠪᠠ᠃ ᠬᠢᠲᠠᠳ ᠤᠨ ᠵᠠᠷᠢᠮ ᠬᠥᠲᠥᠴᠢ ᠳᠦ ᠬᠡᠷᠡᠭᠯᠡᠬᠦ ᠪᠣᠯᠤᠮᠵᠢ ᠦᠭᠡᠢ ᠮᠠᠭᠠᠳ᠃ Chrome ᠡᠰᠡᠬᠦᠯ᠎ᠡ Firefox ᠬᠡᠷᠡᠭᠯᠡᠬᠦ ᠪᠣᠯᠪᠠᠤ⁈ ᠪᠠᠶᠠᠷᠯᠠᠯ᠎ᠠ᠃ ᠬᠡᠷᠡᠭᠯᠡᠬᠦ ᠶᠠᠪᠤᠴᠠ ᠳᠤ ᠶᠠᠮᠠᠷ ᠠᠰᠠᠭᠤᠳᠠᠯ ᠲᠣᠬᠢᠶᠠᠯᠳᠤᠪᠠᠯ ᠮᠠᠢᠯ ᠪᠢᠴᠢᠭᠡᠷᠡᠢ᠃ ᠪᠢ ᠺᠢᠷᠢᠯ ᠦᠰᠦᠭ ᠤᠩᠰᠢᠬᠤ ᠳᠠᠭᠠᠨ ᠮᠠᠰᠢ ᠮᠠᠰᠢ ᠮᠠᠰᠢ ᠬᠦᠴᠢᠷᠳᠡᠬᠦ ᠪᠣᠯᠬᠣᠷ᠂ ᠮᠠᠢᠯ ᠢᠶᠠᠨ ᠮᠣᠩᠭᠣᠯ ᠪᠢᠴᠢᠭ ᠢᠶᠡᠷ ᠪᠢᠴᠢᠭᠡᠷᠡᠢ᠃