ᠮᠣᠩᠭᠣᠯ ᠪᠢᠴᠢᠭ ᠡᠭᠦᠯᠡᠨ ᠰᠣᠹᠲ

ᠨᠠᠷᠢᠯᠢᠭ ᠬᠢᠴᠡᠲᠡᠢ ᠲᠠᠪᠤᠨ ᠵᠦᠢᠯ ᠦᠨ ᠲᠢᠭ᠄ ᠴᠠᠭᠠᠨ᠂ ᠤᠷᠭ᠎ᠠ᠂ ᠪᠢᠴᠢᠮᠡᠯ᠂ ᠤᠷᠭ᠎ᠠ ︵ᠮᠣᠰᠺᠸᠠ︶᠂ ᠤᠷᠭ᠎ᠠ ᠨᠠᠷᠢᠨ᠅

ᠦᠰᠦᠭ ᠰᠢᠪᠡᠭᠴᠢ᠄ ᠬᠡᠷᠡᠭᠯᠡᠬᠦ ᠳᠦ ᠳᠥᠭᠥᠮ᠂ ᠪᠤᠷᠤᠭᠤ ᠪᠢᠴᠢᠯᠭᠡ ᠶᠢ ᠵᠠᠯᠠᠷᠠᠭᠤᠯᠬᠤ ᠴᠢᠳᠠᠮᠵᠢ ᠲᠠᠢ᠅

ᠳᠡᠯᠡᠬᠡᠢ ᠳᠠᠬᠢᠨ ᠳᠤ ᠥᠷᠭᠡᠨ ᠬᠡᠷᠡᠭᠯᠡᠭᠳᠡᠵᠦ ᠪᠠᠢᠭ᠎ᠠ Bootstrap ᠬᠡᠪ ᠦᠨ ᠪᠣᠰᠣᠭ᠎ᠠ ᠬᠡᠪᠯᠡᠯ᠅

ᠡᠨᠡ ᠪᠦᠬᠦᠨ ᠢ ᠲᠠᠨ ᠳᠤ ᠲᠥᠯᠦᠪᠦᠷᠢ ᠦᠭᠡᠢ ᠬᠡᠷᠡᠭᠯᠡᠭᠦᠯᠦᠨ᠎ᠡ᠃ Yes. Its Free! ᠬᠡᠷᠪᠡ ᠲᠠ ᠮᠢᠨᠤ ᠠᠵᠢᠯ ᠢ ᠦᠨ᠎ᠡ ᠥᠷᠲᠡᠭ ᠲᠡᠢ ᠭᠡᠵᠦ ᠪᠣᠳᠣᠪᠠᠯ᠂ ᠬᠠᠨᠳᠢᠪᠯᠠᠵᠤ ︵Donate︶ ᠪᠣᠯᠣᠨ᠎ᠠ᠃

ᠵᠠᠷᠢᠮ ᠰᠢᠰᠲᠧᠮ ᠪᠤᠶᠤ ᠬᠥᠲᠥᠴᠢ ᠳᠦ ᠮᠣᠩᠭᠣᠯ ᠪᠢᠴᠢᠭ ᠦᠨ Unicode ᠢᠯᠡᠷᠡᠬᠦ ᠦᠭᠡᠢ ᠪᠠᠢᠳᠠᠭ᠃ ᠡᠨᠡ ᠦᠶᠡᠰ ᠪᠢᠳᠡ ᠮᠥᠩᠬᠡ ᠭᠠᠯ ᠤᠨ ᠬᠠᠭᠤᠴᠢᠨ ᠺᠣᠳ᠋ ᠢ ᠬᠡᠷᠡᠭᠯᠡᠬᠦ ᠴᠢᠬᠤᠯᠠ ᠲᠠᠢ᠃ ᠰᠢᠨ᠎ᠡ ᠬᠤᠪᠢᠯᠪᠤᠷᠢ ᠳᠤ ᠡᠨᠡ ᠬᠡᠰᠡᠭ ᠢ bootstrap ᠳᠣᠲᠣᠷᠠᠬᠢ ᠴᠢᠳᠠᠮᠵᠢ ᠪᠣᠯᠭᠠᠪᠠ᠃ (2016/3/8) ᠡᠢᠮᠦ ᠡᠴᠡ bootstrap-i ᠠᠴᠢᠶᠠᠯᠠᠬᠤ ᠴᠢᠬᠤᠯᠠ ᠲᠠᠢ᠃

    ᠲᠠᠷᠠᠭᠠᠴᠢ ᠶᠢᠨ ᠺᠣᠳ᠋ ᠢ head-t ᠨᠡᠮᠡ
    <script src="http://cdn.mongol-bichig.top/bs3/bootstrap.min.js"></script>

    ᠲᠠᠷᠠᠭᠠᠴᠢ ᠶᠢᠨ ᠺᠣᠳ᠋ ᠢ body-un ᠰᠡᠭᠦᠯ ᠳᠦ ᠨᠡᠮᠡ
    <script>
        jQuery(selector).useMonkcode();
    </script>

ᠬᠠᠭᠤᠳᠠᠰᠤ ᠶᠢᠨ ᠡᠴᠦᠰ ᠳ᠋ᠡᠬᠢ᠂ ᠮᠥᠩᠬᠡ ᠭᠠᠯ ᠠᠴᠠ Unicode-d ᠬᠥᠷᠪᠡᠭᠦᠯᠬᠦ ᠬᠡᠰᠡᠭ ᠨᠢ ᠣᠳᠣᠬᠠᠨ ᠳᠤ ᠰᠠᠢᠬᠠᠨ ᠠᠵᠢᠯᠯᠠᠬᠤ ᠦᠭᠡᠢ᠃ ᠮᠥᠨ ᠰᠠᠢᠲ ᠬᠢᠬᠦ ᠬᠥᠮᠦᠰ ᠲᠦ ᠳᠡᠮᠡᠢ ᠬᠡᠷᠡᠭᠴᠡᠭᠡ ᠦᠭᠡᠢ ᠭᠡᠵᠦ ᠪᠣᠳᠣᠵᠤ ᠪᠠᠢᠨ᠎ᠠ᠃

ᠬᠥᠷᠪᠡᠭᠦᠯᠬᠦ
ᠬᠥᠷᠪᠡᠭᠦᠯᠬᠦ
ᠣᠳᠣᠬᠠᠨ ᠳᠤ ᠲᠣᠰ ᠰᠣᠹᠲ ᠢ Chrome ᠬᠥᠲᠥᠴᠢ ᠳᠦ ᠭᠣᠣᠯᠴᠢᠯᠠᠨ ᠲᠤᠷᠰᠢᠵᠤ᠂ ᠳᠠᠭᠠᠯᠳᠤᠯᠤᠨ Firefox ᠳᠡᠭᠡᠷ᠎ᠡ ᠲᠤᠷᠰᠢᠪᠠ᠃ ᠬᠢᠲᠠᠳ ᠤᠨ ᠵᠠᠷᠢᠮ ᠬᠥᠲᠥᠴᠢ ᠳᠦ ᠬᠡᠷᠡᠭᠯᠡᠬᠦ ᠪᠣᠯᠤᠮᠵᠢ ᠦᠭᠡᠢ ᠮᠠᠭᠠᠳ᠃ Chrome ᠡᠰᠡᠬᠦᠯ᠎ᠡ Firefox ᠬᠡᠷᠡᠭᠯᠡᠬᠦ ᠪᠣᠯᠪᠠᠤ⁈ ᠪᠠᠶᠠᠷᠯᠠᠯ᠎ᠠ᠃ ᠬᠡᠷᠡᠭᠯᠡᠬᠦ ᠶᠠᠪᠤᠴᠠ ᠳᠤ ᠶᠠᠮᠠᠷ ᠠᠰᠠᠭᠤᠳᠠᠯ ᠲᠣᠬᠢᠶᠠᠯᠳᠤᠪᠠᠯ ᠮᠠᠢᠯ ᠪᠢᠴᠢᠭᠡᠷᠡᠢ᠃ ᠪᠢ ᠺᠢᠷᠢᠯ ᠦᠰᠦᠭ ᠤᠩᠰᠢᠬᠤ ᠳᠠᠭᠠᠨ ᠮᠠᠰᠢ ᠮᠠᠰᠢ ᠮᠠᠰᠢ ᠬᠦᠴᠢᠷᠳᠡᠬᠦ ᠪᠣᠯᠬᠣᠷ᠂ ᠮᠠᠢᠯ ᠢᠶᠠᠨ ᠮᠣᠩᠭᠣᠯ ᠪᠢᠴᠢᠭ ᠢᠶᠡᠷ ᠪᠢᠴᠢᠭᠡᠷᠡᠢ᠃