ᠮᠣᠩᠭᠣᠯ ᠪᠢᠴᠢᠭ ᠡᠭᠦᠯᠡᠨ ᠰᠣᠹᠲ

ᠨᠠᠷᠢᠯᠢᠭ ᠬᠢᠴᠡᠲᠡᠢ ᠲᠠᠪᠤᠨ ᠵᠦᠢᠯ ᠦᠨ ᠲᠢᠭ᠄ ᠴᠠᠭᠠᠨ᠂ ᠤᠷᠭ᠎ᠠ᠂ ᠪᠢᠴᠢᠮᠡᠯ᠂ ᠤᠷᠭ᠎ᠠ ︵ᠮᠣᠰᠺᠸᠠ︶᠂ ᠤᠷᠭ᠎ᠠ ᠨᠠᠷᠢᠨ᠅

ᠦᠰᠦᠭ ᠰᠢᠪᠡᠭᠴᠢ᠄ ᠬᠡᠷᠡᠭᠯᠡᠬᠦ ᠳᠦ ᠳᠥᠭᠥᠮ᠂ ᠪᠤᠷᠤᠭᠤ ᠪᠢᠴᠢᠯᠭᠡ ᠶᠢ ᠵᠠᠯᠠᠷᠠᠭᠤᠯᠬᠤ ᠴᠢᠳᠠᠮᠵᠢ ᠲᠠᠢ᠅

ᠳᠡᠯᠡᠬᠡᠢ ᠳᠠᠬᠢᠨ ᠳᠤ ᠥᠷᠭᠡᠨ ᠬᠡᠷᠡᠭᠯᠡᠭᠳᠡᠵᠦ ᠪᠠᠢᠭ᠎ᠠ Bootstrap ᠬᠡᠪ ᠦᠨ ᠪᠣᠰᠣᠭ᠎ᠠ ᠬᠡᠪᠯᠡᠯ᠅

ᠡᠨᠡ ᠪᠦᠬᠦᠨ ᠢ ᠲᠠᠨ ᠳᠤ ᠲᠥᠯᠦᠪᠦᠷᠢ ᠦᠭᠡᠢ ᠬᠡᠷᠡᠭᠯᠡᠭᠦᠯᠦᠨ᠎ᠡ᠃ Yes. Its Free! ᠬᠡᠷᠪᠡ ᠲᠠ ᠮᠢᠨᠤ ᠠᠵᠢᠯ ᠢ ᠦᠨ᠎ᠡ ᠥᠷᠲᠡᠭ ᠲᠡᠢ ᠭᠡᠵᠦ ᠪᠣᠳᠣᠪᠠᠯ᠂ ᠬᠠᠨᠳᠢᠪᠯᠠᠵᠤ ︵Donate︶ ᠪᠣᠯᠣᠨ᠎ᠠ᠃

ᠲᠠᠯᠠᠷᠬᠠᠯ᠄

ᠮᠠᠨ ᠤ ᠰᠣᠹᠲ ᠢ ᠰᠣᠩᠭᠣᠨ ᠬᠡᠷᠡᠭᠯᠡᠭᠰᠡᠨ ᠮᠠᠰᠢ ᠪᠠᠶᠠᠷᠯᠠᠵᠤ ᠪᠠᠢᠨ᠎ᠠ᠃ ᠬᠠᠨᠳᠢᠪᠯᠠᠬᠤ ᠪᠠᠷ ᠪᠣᠯᠣᠭᠰᠠᠨ ᠳᠤ ᠪᠢ ᠴᠢᠩ ᠰᠡᠳᠬᠢᠯ ᠦᠨ ᠲᠠᠯᠠᠷᠬᠠᠯ ᠢᠶᠠᠨ ᠳᠡᠪᠰᠢᠬᠦᠯᠦᠶ᠎ᠡ᠃

ᠵᠣᠷᠢᠯᠭ᠎ᠠ᠄

᠑᠂ ᠬᠡᠷᠡᠭᠯᠡᠭᠴᠢ ᠣᠯᠠᠰᠢᠷᠠᠬᠤ ᠶᠢ ᠳᠠᠭᠠᠨ ᠲᠣᠯᠣᠭᠠᠢ ᠮᠠᠰᠢᠨ ︵Server︶ ᠬᠡᠷᠡᠭᠯᠡᠭᠴᠢ ᠬᠡᠷᠡᠭᠴᠡᠭᠡ ᠶᠢ ᠬᠠᠩᠭᠠᠬᠤ ᠳᠤ ᠬᠦᠴᠢᠷ ᠪᠣᠯᠣᠨ᠎ᠠ᠃ ᠲᠣᠯᠣᠭᠠᠢ ᠮᠠᠰᠢᠨ ᠤ ᠴᠢᠳᠠᠮᠵᠢ ᠶᠢ ᠪᠠᠲᠤᠯᠠᠬᠤ ᠶᠢᠨ ᠲᠥᠯᠥᠭᠡ᠃
᠒᠂ ᠤᠷᠲᠤ ᠬᠤᠭᠤᠴᠠᠭ᠎ᠠ ᠪᠠᠷ ᠦᠢᠯᠡᠴᠢᠯᠡᠬᠦ ᠶᠢ ᠪᠠᠲᠤᠯᠠᠬᠤ ᠶᠢᠨ ᠲᠥᠯᠥᠭᠡ᠃
᠓᠂ ᠬᠡᠳᠦᠢᠪᠡᠷ ᠲᠤᠰ ᠡᠭᠦᠯᠡᠨ ᠰᠣᠹᠲ ᠮᠠᠰᠢ ᠰᠠᠢᠨ ᠪᠣᠯᠪᠠᠴᠤ᠂ ᠲ᠋ᠧᠬᠨᠢᠭ ᠦᠨ ᠦᠢᠯᠡᠴᠢᠯᠡᠭᠡ ᠬᠡᠷᠡᠭᠲᠡᠢ᠃ ᠡᠨᠡ ᠦᠢᠯᠡᠴᠢᠯᠡᠭᠡ ᠶᠢ ᠪᠠᠲᠤᠯᠠᠬᠤ ᠶᠢᠨ ᠲᠥᠯᠥᠭᠡ᠃
᠔᠂ ᠦᠢᠯᠡᠴᠢᠯᠡᠭᠡᠨ ᠦ ᠬᠣᠢᠰᠢᠳᠠ ᠶᠢᠨ ᠬᠥᠭᠵᠢᠯᠲᠡ ᠶᠢᠨ ᠱᠠᠭᠠᠷᠳᠠᠯᠭ᠎ᠠ ᠠᠴᠠ᠃ ᠮᠣᠩᠭᠣᠯ ᠪᠢᠴᠢᠭ ᠦᠨ ᠳ᠋ᠢᠵᠢᠲ᠋ᠠᠯᠴᠢᠯᠠᠬᠤ ︵digitizing︶ ᠠᠵᠢᠯ ᠮᠠᠰᠢ ᠬᠣᠴᠣᠷᠤᠩᠭᠤᠢ ᠪᠠᠢᠭᠰᠠᠭᠠᠷ᠂ ᠬᠢᠵᠦ ᠪᠣᠯᠬᠤ ᠬᠢᠬᠦ ᠴᠢᠬᠤᠯᠠ ᠠᠵᠢᠯ ᠮᠠᠰᠢ ᠣᠯᠠᠨ ᠪᠠᠢᠨ᠎ᠠ᠃ ᠲᠤᠰ ᠰᠦᠯᠵᠢᠶ᠎ᠡ ᠴᠤ ᠡᠨᠡ ᠲᠠᠯ᠎ᠠ ᠪᠠᠷ ᠵᠢᠳᠬᠦᠯ ᠭᠠᠷᠭᠠᠬᠤ ᠪᠠᠷ ᠴᠢᠷᠮᠠᠢᠵᠤ ᠶᠠᠪᠤᠬᠤ ᠰᠠᠨᠠᠭ᠎ᠠ ᠲᠠᠢ᠃

ᠠᠷᠭ᠎ᠠ᠄

Alipay 支付宝 ( https://www.alipay.com/ ) : aonon.itegel@gmail(ᠴᠡᠭ)com

Paypal (https://www.paypal.com/) : aonon.itegel@gmail(ᠴᠡᠭ)com

ᠣᠷᠣᠰᠢᠬᠤ ᠠᠰᠠᠭᠤᠳᠠᠯ᠄

ᠪᠠᠩᠬᠢ ᠶᠢᠨ ᠲᠠᠩᠰᠠ ᠨᠢ ᠮᠢᠨᠤ ᠬᠣᠪᠢ ᠶᠢᠨ ᠳᠠᠩᠰᠠ ᠲᠠᠢ ᠨᠢᠭᠡ ᠳᠠᠩᠰᠠ ᠪᠣᠯᠬᠤᠷ ᠮᠢᠨᠤ ᠥᠪᠡᠷ ᠦᠨ ᠮᠥᠩᠭᠥ ᠲᠠᠢ ᠬᠤᠳᠬᠤᠯᠳᠤᠬᠤ ᠠᠶᠤᠯ ᠲᠠᠢ ᠶᠤᠮ ᠪᠠᠢᠨ᠎ᠠ᠃ ᠡᠢᠮᠦ ᠡᠴᠡ ᠲᠤᠰᠬᠠᠢ ᠲᠠᠩᠰᠠ ᠭᠠᠷᠭᠠᠬᠤ ᠴᠢᠬᠤᠯᠠ ᠲᠠᠢ ᠶᠤᠮ ᠪᠠᠢᠨ᠎ᠠ᠃ ᠬᠡᠷᠪᠡ ᠮᠥᠩᠭᠥ ᠶᠢᠨ ᠲᠣᠭ᠎ᠠ ᠶᠡᠬᠡ ᠪᠣᠯ᠂ ᠭᠤᠷᠪᠠᠳᠤᠭᠠᠷ ᠬᠥᠮᠦᠨ ᠢᠶᠡᠷ ᠮᠥᠩᠭᠥ ᠶᠢ ᠬᠠᠮᠢᠶᠠᠳᠠᠭᠤᠯᠬᠤ ᠴᠢᠬᠤᠯᠠ ᠲᠠᠢ ᠭᠡᠵᠦ ᠪᠣᠳᠤᠯ᠎ᠠ᠃ ᠥᠭᠯᠢᠭᠡ ᠶᠢᠨ ᠡᠵᠡᠳ ᠠᠯᠢ ᠪᠣᠯᠬᠤᠷ handib ︵ᠬᠠᠨᠳᠢᠪ ︶ ᠡᠰᠡᠭᠦᠯ᠎ᠡ donate ᠭᠡᠰᠡᠨ ᠦᠭᠡ ᠥᠯᠳᠡᠭᠡᠬᠦ ᠪᠤᠶᠤ ᠰᠡᠭᠦᠯ ᠦᠨ ᠣᠷᠣᠨ ᠢ 9.99 ᠶᠤᠸᠠᠨ ᠪᠣᠯᠭᠠᠨ᠎ᠠ ᠤᠤ᠃

ᠪᠦᠷᠢᠳᠬᠡᠯ᠄

ᠰᠠᠷ᠎ᠠ ᠪᠦᠷᠢ ᠶᠢᠨ ᠪᠦᠷᠢᠳᠬᠡᠯ ᠢ ᠳᠠᠷᠠᠭ᠎ᠠ ᠰᠠᠷᠠᠢᠨ ᠬᠢᠨᠢ ᠡᠬᠢᠨ ᠳᠦ ᠨᠡᠢᠲᠡᠯᠡᠨ᠎ᠡ᠃ ᠪᠠᠶᠠᠷᠯᠠᠯ᠎ᠠ᠃

2016 ᠣᠨ 1 ᠰᠠᠷ᠎ᠠ᠂ ᠨᠡᠢᠲᠡ᠄ 0.00 ᠲᠥᠭᠥᠷᠢᠭ

2016 ᠣᠨ 2 ᠰᠠᠷ᠎ᠠ᠂ ᠨᠡᠢᠲᠡ᠄1100.00 ᠶᠤᠸᠠᠨ᠃

2016 ᠣᠨ 3 ᠰᠠᠷ᠎ᠠ᠂ ᠨᠡᠢᠲᠡ᠄313.99 ᠶᠤᠸᠠᠨ᠂ 50 ᠳ᠋ᠣᠯᠯᠠᠷ᠃

2016 ᠣᠨ 4 ᠰᠠᠷ᠎ᠠ᠂ ᠨᠡᠢᠲᠡ᠄0.00 ᠶᠤᠸᠠᠨ᠃

2016 ᠣᠨ 5 ᠰᠠᠷ᠎ᠠ᠂ ᠨᠡᠢᠲᠡ᠄50 ᠶᠤᠸᠠᠨ᠃

2016 ᠣᠨ 6 ᠰᠠᠷ᠎ᠠ᠂ ᠨᠡᠢᠲᠡ᠄149.98 ᠶᠤᠸᠠᠨ᠃

2016 ᠣᠨ 9 ᠰᠠᠷ᠎ᠠ᠂ ᠨᠡᠢᠲᠡ᠄59.99 ᠶᠤᠸᠠᠨ᠃

2016 ᠣᠨ 10 ᠰᠠᠷ᠎ᠠ᠂ ᠨᠡᠢᠲᠡ᠄500 ᠶᠤᠸᠠᠨ᠃

ᠣᠳᠣᠬᠠᠨ ᠳᠤ ᠲᠣᠰ ᠰᠣᠹᠲ ᠢ Chrome ᠬᠥᠲᠥᠴᠢ ᠳᠦ ᠭᠣᠣᠯᠴᠢᠯᠠᠨ ᠲᠤᠷᠰᠢᠵᠤ᠂ ᠳᠠᠭᠠᠯᠳᠤᠯᠤᠨ Firefox ᠳᠡᠭᠡᠷ᠎ᠡ ᠲᠤᠷᠰᠢᠪᠠ᠃ ᠬᠢᠲᠠᠳ ᠤᠨ ᠵᠠᠷᠢᠮ ᠬᠥᠲᠥᠴᠢ ᠳᠦ ᠬᠡᠷᠡᠭᠯᠡᠬᠦ ᠪᠣᠯᠤᠮᠵᠢ ᠦᠭᠡᠢ ᠮᠠᠭᠠᠳ᠃ Chrome ᠡᠰᠡᠬᠦᠯ᠎ᠡ Firefox ᠬᠡᠷᠡᠭᠯᠡᠬᠦ ᠪᠣᠯᠪᠠᠤ⁈ ᠪᠠᠶᠠᠷᠯᠠᠯ᠎ᠠ᠃ ᠬᠡᠷᠡᠭᠯᠡᠬᠦ ᠶᠠᠪᠤᠴᠠ ᠳᠤ ᠶᠠᠮᠠᠷ ᠠᠰᠠᠭᠤᠳᠠᠯ ᠲᠣᠬᠢᠶᠠᠯᠳᠤᠪᠠᠯ ᠮᠠᠢᠯ ᠪᠢᠴᠢᠭᠡᠷᠡᠢ᠃ ᠪᠢ ᠺᠢᠷᠢᠯ ᠦᠰᠦᠭ ᠤᠩᠰᠢᠬᠤ ᠳᠠᠭᠠᠨ ᠮᠠᠰᠢ ᠮᠠᠰᠢ ᠮᠠᠰᠢ ᠬᠦᠴᠢᠷᠳᠡᠬᠦ ᠪᠣᠯᠬᠣᠷ᠂ ᠮᠠᠢᠯ ᠢᠶᠠᠨ ᠮᠣᠩᠭᠣᠯ ᠪᠢᠴᠢᠭ ᠢᠶᠡᠷ ᠪᠢᠴᠢᠭᠡᠷᠡᠢ᠃