ᠮᠣᠩᠭᠣᠯ ᠪᠢᠴᠢᠭ ᠡᠭᠦᠯᠡᠨ ᠰᠣᠹᠲ

ᠨᠠᠷᠢᠯᠢᠭ ᠬᠢᠴᠡᠲᠡᠢ ᠲᠠᠪᠤᠨ ᠵᠦᠢᠯ ᠦᠨ ᠲᠢᠭ᠄ ᠴᠠᠭᠠᠨ᠂ ᠤᠷᠭ᠎ᠠ᠂ ᠪᠢᠴᠢᠮᠡᠯ᠂ ᠤᠷᠭ᠎ᠠ ︵ᠮᠣᠰᠺᠸᠠ︶᠂ ᠤᠷᠭ᠎ᠠ ᠨᠠᠷᠢᠨ᠅

ᠦᠰᠦᠭ ᠰᠢᠪᠡᠭᠴᠢ᠄ ᠬᠡᠷᠡᠭᠯᠡᠬᠦ ᠳᠦ ᠳᠥᠭᠥᠮ᠂ ᠪᠤᠷᠤᠭᠤ ᠪᠢᠴᠢᠯᠭᠡ ᠶᠢ ᠵᠠᠯᠠᠷᠠᠭᠤᠯᠬᠤ ᠴᠢᠳᠠᠮᠵᠢ ᠲᠠᠢ᠅

ᠳᠡᠯᠡᠬᠡᠢ ᠳᠠᠬᠢᠨ ᠳᠤ ᠥᠷᠭᠡᠨ ᠬᠡᠷᠡᠭᠯᠡᠭᠳᠡᠵᠦ ᠪᠠᠢᠭ᠎ᠠ Bootstrap ᠬᠡᠪ ᠦᠨ ᠪᠣᠰᠣᠭ᠎ᠠ ᠬᠡᠪᠯᠡᠯ᠅

ᠡᠨᠡ ᠪᠦᠬᠦᠨ ᠢ ᠲᠠᠨ ᠳᠤ ᠲᠥᠯᠦᠪᠦᠷᠢ ᠦᠭᠡᠢ ᠬᠡᠷᠡᠭᠯᠡᠭᠦᠯᠦᠨ᠎ᠡ᠃ Yes. Its Free! ᠬᠡᠷᠪᠡ ᠲᠠ ᠮᠢᠨᠤ ᠠᠵᠢᠯ ᠢ ᠦᠨ᠎ᠡ ᠥᠷᠲᠡᠭ ᠲᠡᠢ ᠭᠡᠵᠦ ᠪᠣᠳᠣᠪᠠᠯ᠂ ᠬᠠᠨᠳᠢᠪᠯᠠᠵᠤ ︵Donate︶ ᠪᠣᠯᠣᠨ᠎ᠠ᠃

ᠹᠣᠨᠲ ᠤᠨ ᠬᠡᠷᠡᠭᠯᠡᠬᠦ ᠠᠷᠭ᠎ᠠ

ᠪᠠᠷᠢᠮᠵᠢᠶ᠎ᠠ ᠺᠣᠳ᠋ ᠬᠡᠷᠡᠭᠯᠡᠬᠦ ᠦᠶᠡᠰ᠂ ᠡᠰᠡᠬᠦᠯ᠎ᠡ ᠮᠥᠩᠬᠡ ᠭᠠᠯ ᠤᠨ ᠺᠣᠳ᠋ ᠢ ᠬᠡᠷᠡᠭᠯᠡᠬᠦ ᠦᠶᠡᠰ᠂ ᠡᠰᠡᠬᠦᠯ᠎ᠡ ᠡᠨᠡ ᠬᠣᠶᠠᠷ ᠢ ᠬᠣᠯᠢᠵᠤ ᠬᠡᠷᠡᠭᠯᠡᠭᠰᠡᠨ ᠪᠠᠢᠳᠠᠯ ᠳᠤ ᠲᠤᠰ ᠰᠠᠢᠲ ᠤᠨ ᠹᠣᠨᠲ ᠢ ᠬᠡᠷᠡᠭᠯᠡᠵᠦ ᠪᠣᠯᠤᠨ᠎ᠠ᠃

    @font-face{
    font-family:chagan;
    src:url(http://fonts.mongol-bichig.top/FontName.woff2) format('woff2'),
        url(http://fonts.mongol-bichig.top/FontName.woff) format('woff');
    }
    

FontName ᠭᠡᠬᠦ ᠬᠡᠰᠡᠭ ᠢ ᠬᠡᠷᠡᠭᠴᠡᠭᠡ ᠪᠡᠨ ᠦᠨᠳᠦᠰᠦᠯᠡᠨ ᠳᠣᠣᠷᠠᠬᠢ ᠨᠡᠷᠡᠰ ᠦᠨ (Chagan-F | Urga | Bichimel | moskwa | moskwa-S) ᠠᠯᠢ ᠨᠢᠭᠡ ᠪᠡᠷ ᠣᠷᠣᠯᠠᠬᠤ ᠴᠢᠬᠤᠯᠠ ᠲᠠᠢ᠃

ᠹᠣᠨᠲ ᠲᠠᠲᠠᠬᠤ ᠬᠣᠯᠪᠣᠭᠠᠰᠤ

ᠬᠡᠷᠪᠡ ᠲᠠ ᠡᠳᠡᠭᠡᠷ ᠹᠣᠨᠲ ᠤᠳ ᠢ ᠥᠪᠡᠷ ᠦᠨ ᠢᠶᠡᠨ ᠮᠠᠰᠢᠨ ᠳᠤ ᠬᠡᠷᠡᠭᠯᠡᠬᠦ ᠰᠠᠨᠠᠭ᠎ᠠ ᠲᠠᠢ ᠪᠣᠯ ᠳᠠᠷᠠᠭᠠᠬᠢ ᠳᠠᠷᠤᠪᠴᠢ ᠶᠢ ᠳᠠᠷᠤᠵᠤ ᠲᠠᠲᠠᠵᠤ ᠠᠪᠤᠭᠠᠷᠠᠢ᠃ ᠡᠳᠡᠭᠡᠷ ᠹᠣᠨᠲ ᠢ ᠴᠢᠯᠥᠭᠡᠲᠡᠢ ᠬᠡᠷᠡᠭᠯᠡᠵᠦ᠂ ᠲᠠᠷᠬᠠᠭᠠᠵᠤ ᠪᠣᠯᠤᠨ᠎ᠠ᠃ ᠠᠩᠬᠠᠷ᠄ ᠶᠠᠮᠠᠷᠪᠠ ᠪᠠᠢᠳᠠᠯ ᠳᠤ ᠴᠤ ᠬᠡᠷᠡᠭᠯᠡᠭᠴᠢ ᠹᠣᠨᠲ ᠲᠤ ᠵᠠᠰᠠᠪᠤᠷᠢᠯᠠᠬᠤ ᠡᠷᠬᠡ ᠦᠭᠡᠢ᠂ ᠬᠡᠷᠪᠡ ᠹᠣᠨᠲ ᠲᠤ ᠠᠰᠠᠭᠤᠳᠠᠯ ᠲᠠᠢ ᠪᠣᠯ ᠵᠣᠬᠢᠶᠠᠭᠴᠢ ᠲᠠᠢ ᠬᠠᠷᠢᠯᠴᠠᠭᠠᠷᠠᠢ᠃ ᠪᠠᠶᠠᠷᠯᠠᠯ᠎ᠠ᠃

ᠹᠣᠨᠲ ᠢ ᠲᠠᠲᠠᠬᠤ

ᠰᠢᠨᠡᠳᠬᠡᠭᠰᠡᠨ ᠣᠭᠨᠣᠭ᠎ᠠ᠄ 2017/3/21

ᠡᠨᠡ ᠪᠠᠭᠯᠠᠭ᠎ᠠ ᠳᠤ ᠨᠡᠢᠲᠡ ᠲᠠᠪᠤᠨ ᠹᠣᠨᠲ ᠲᠠᠢ᠃ ᠲᠡᠷᠡ ᠨᠢ᠄ ᠴᠠᠭᠠᠨ᠂ ᠭᠠᠷᠴᠠᠭ᠂ ᠤᠷᠭ᠎ᠠ᠂ ᠱᠤᠷᠭ᠎ᠠ᠂ ᠪᠢᠴᠢᠮᠡᠯ᠃ ᠹᠠᠢᠯ ᠤᠨ ᠨᠡᠷᠡᠰ ᠨᠢ᠄ Chagan Garchag Urga Syurga Bichimel᠃ ᠰᠢᠰᠲᠧᠮ ᠳᠦ ᠰᠠᠭᠤᠯᠭᠠᠭᠰᠠᠨ ᠳᠠᠷᠠᠭᠠᠬᠢ ᠨᠡᠷᠡᠰ ᠨᠢ ᠡᠮᠦᠨ᠎ᠡ ᠪᠡᠨ Baga ᠲᠠᠢ᠂ ᠴᠠᠭᠠᠨ ᠲᠢᠭ ᠨᠢ Baga Chagan ᠭᠡᠬᠦ ᠮᠡᠲᠦ ᠪᠣᠯᠵᠤ ᠪᠠᠢᠨ᠎ᠠ᠅

ᠳᠠᠭᠠᠯᠲᠠ᠄ Google ᠮᠣᠩᠭᠣᠯ ᠪᠢᠴᠢᠭ ᠦᠨ ᠲᠢᠭ (Font)

ᠮᠡᠳᠡᠭᠳᠡᠯ᠄ ᠴᠠᠭ ᠪᠠ ᠴᠢᠳᠡᠮᠵᠢ ᠶᠢᠨ ᠨᠥᠯᠥᠭᠡ ᠡᠴᠡ ᠰᠢᠯᠲᠠᠭᠯᠠᠭᠳᠠᠵᠤ᠂ ᠡᠨᠡ ᠭᠡᠰᠡᠭ ᠢ ᠬᠣᠢᠰᠢᠳᠠ ᠰᠢᠨᠡᠳᠬᠡᠬᠦ ᠦᠭᠡᠢ‼ (~2017/7)

ᠹᠣᠨᠲ ᠤᠨ ᠣᠨᠣᠯ ᠪᠠ ᠪᠠᠷᠢᠮᠲᠠᠯᠠᠭᠰᠠᠨ ᠪᠠᠷᠢᠮᠵᠢᠶ᠎ᠠ

ᠨᠢᠭᠡ᠂ ︽᠊ᠢᠢ᠊︾ ᠪᠣᠯ ︽ᠶ︾ ᠭᠡᠵᠦ ᠦᠵᠡᠳᠡᠭ ᠬᠥᠮᠦᠰ ︽y'i︾ ᠭᠡᠵᠦ ᠳᠦᠷᠰᠦ ᠰᠣᠩᠭᠣᠬᠤ ᠲᠡᠮᠳᠡᠭ ᠬᠡᠷᠡᠭᠯᠡᠬᠦ ᠴᠢᠬᠤᠯᠠ ᠲᠠᠢ᠃ ᠵᠢᠱᠢᠶ᠎ᠡ᠄ ᠰᠠᠶ᠋ᠢᠨ ︵say'in︶᠂ ᠦᠢᠯᠡ ︵uy'ile︶ ᠭᠡᠵᠦ ᠲᠡᠮᠳᠡᠭᠯᠡᠨ᠎ᠡ᠃ ᠬᠡᠷᠪᠡ ᠲᠠ ᠨᠠᠳᠠ ᠲᠠᠢ ᠠᠳᠠᠯᠢ ᠳᠠᠪᠬᠤᠷ ᠰᠢᠯᠪᠢ ᠪᠣᠯ ᠢ ᠶᠢᠨ ︵-i-︶ ᠣᠨᠴᠠᠭᠠᠢ ᠳᠦᠷᠰᠦ ᠭᠡᠵᠦ ᠦᠵᠡᠳᠡᠭ ᠪᠣᠯ ᠵᠥᠪᠬᠡᠨ -i- ᠭᠡᠵᠦ ᠲᠡᠮᠳᠡᠭᠯᠡᠨ᠎ᠡ ᠵᠢᠱᠢᠶ᠎ᠡ᠄ ᠰᠠᠢᠨ ︵sain︶᠂ ᠦᠢᠯᠡ︵uile︶

ᠬᠣᠶᠠᠷ᠂ ᠪᠠᠰᠠ ᠳᠠᠪᠬᠤᠷ ᠭᠡᠳᠡᠰᠦ ᠪᠡᠷ ᠪᠦᠷᠢᠯᠳᠦᠭᠰᠡᠨ ᠬᠣᠣᠰ ᠡᠭᠡᠰᠢᠭ ᠢ ᠨᠢᠭᠡᠳᠦᠭᠡᠷ ᠭᠡᠳᠡᠰᠦ ᠨᠢ ︽ᠣ 4 ᠤ 5 ᠥ 6 ᠦ 7︾᠂ ᠬᠣᠶᠠᠳᠤᠭᠠᠷ ᠭᠡᠳᠡᠰᠦ ᠨᠢ ︽ᠸ w︾ ᠭᠡᠬᠦ ᠲᠦᠷᠢᠮ ᠢ ᠪᠠᠰᠠ ᠪᠡᠶᠡᠯᠡᠭᠦᠯᠦᠭᠰᠡᠨ ᠦᠭᠡᠢ᠃ ᠶᠡᠬᠡ ᠪᠠᠭᠰᠢ ᠨᠠᠷ ᠠᠭᠤᠴᠢᠯᠠᠭᠠᠷᠠᠢ᠃ ᠵᠢᠱᠢᠶ᠎ᠡ ᠬᠣᠣᠷ᠂ ᠬᠣᠣᠰ howr hows ᠪᠢᠰᠢ hoor hoos ᠭᠡᠵᠦ ᠲᠡᠮᠳᠡᠭᠯᠡᠭᠡᠷᠡᠢ᠃

ᠲᠣᠰ ᠢᠵᠢ ᠹᠣᠨᠲ ᠲᠤ ᠮᠣᠩᠭᠣᠯ ᠬᠡᠯᠡᠨ ᠳᠦ ᠬᠣᠣᠰ ᠡᠭᠡᠰᠢᠭ ᠲᠠᠢ ᠭᠡᠬᠦ ᠣᠨᠣᠯ ᠢ ᠪᠠᠷᠢᠮᠲᠠᠯᠠᠭᠰᠠᠨ᠎ ᠠᠴᠠ ᠳᠡᠭᠡᠷᠡᠬᠢ ᠵᠦᠢᠯ ᠦᠨ ᠨᠢᠭᠡ ᠬᠣᠶᠠᠷ ᠤᠨ ︽ᠠᠰᠠᠭᠤᠳᠠᠯ︾ ᠲᠠᠢ᠃

ᠭᠤᠷᠪᠠ᠂ ᠶᠤᠨᠢᠺᠣᠳ᠋ ᠤᠨ ᠙ ᠳ᠋ᠤᠭᠠᠷ ᠬᠤᠪᠢᠯᠪᠤᠷᠢ ᠪᠣᠯ ᠹᠣᠨᠲ ᠤᠨ ᠪᠠᠷᠢᠮᠳᠠᠯᠠᠭᠰᠠᠨ ᠬᠠᠮᠤᠭ ᠦᠳᠡᠰᠦᠨ ᠪᠠᠷᠢᠮᠵᠢᠶ᠎ᠠ᠂ ᠪᠠᠰᠠ ᠪᠠᠷᠢᠮᠵᠢᠶᠠᠯᠠᠬᠤ ᠨᠢᠭᠡᠴᠢ ᠳᠦ ᠶᠠᠷᠢᠯᠴᠠᠵᠤ ᠪᠠᠢᠭ᠎ᠠ DS01  ᠶᠢ ᠬᠠᠪᠰᠤᠷᠬᠤ ᠪᠠᠷᠢᠮᠵᠢᠶ᠎ᠠ ᠪᠣᠯᠭᠠᠨ ᠳᠠᠭᠠᠪᠠ᠃

ᠳᠥᠷᠪᠡ᠂ ᠮᠣᠩᠬᠡ ᠭᠠᠯ ᠤᠨ ᠺᠣᠳ᠋ ᠪᠠᠷᠢᠮᠵᠢᠶ᠎ᠠ ᠪᠢᠰᠢ ᠪᠥᠭᠡᠳ ᠥᠷᠭᠦᠯᠵᠢᠯᠡᠨ ᠳᠡᠮᠵᠢᠬᠦ ᠳᠦ ᠬᠦᠴᠢᠷᠳᠡᠵᠦ ᠪᠠᠢᠭ᠎ᠠ ᠲᠤᠯᠠ ᠲᠠᠷᠠᠭᠠᠴᠢ ᠶᠢᠨ ᠬᠤᠪᠢᠯᠪᠤᠷᠢ ᠳᠤ ᠹᠣᠨᠲ ᠠᠴᠠ ᠰᠢᠯᠵᠢᠭᠦᠯᠬᠦ ᠪᠣᠯᠤᠨ᠎ᠠ᠃

ᠮᠢᠨᠤ ᠴᠢᠷᠮᠠᠢᠯᠭ᠎ᠠ ᠲᠠ ᠪᠦᠬᠦᠨ ᠳᠦ ᠲᠠᠭᠠᠯᠠᠭᠳᠠᠬᠤ ᠶᠢ ᠬᠦᠰᠡᠶ᠎ᠡ᠅
ᠣᠳᠣᠬᠠᠨ ᠳᠤ ᠲᠣᠰ ᠰᠣᠹᠲ ᠢ Chrome ᠬᠥᠲᠥᠴᠢ ᠳᠦ ᠭᠣᠣᠯᠴᠢᠯᠠᠨ ᠲᠤᠷᠰᠢᠵᠤ᠂ ᠳᠠᠭᠠᠯᠳᠤᠯᠤᠨ Firefox ᠳᠡᠭᠡᠷ᠎ᠡ ᠲᠤᠷᠰᠢᠪᠠ᠃ ᠬᠢᠲᠠᠳ ᠤᠨ ᠵᠠᠷᠢᠮ ᠬᠥᠲᠥᠴᠢ ᠳᠦ ᠬᠡᠷᠡᠭᠯᠡᠬᠦ ᠪᠣᠯᠤᠮᠵᠢ ᠦᠭᠡᠢ ᠮᠠᠭᠠᠳ᠃ Chrome ᠡᠰᠡᠬᠦᠯ᠎ᠡ Firefox ᠬᠡᠷᠡᠭᠯᠡᠬᠦ ᠪᠣᠯᠪᠠᠤ⁈ ᠪᠠᠶᠠᠷᠯᠠᠯ᠎ᠠ᠃ ᠬᠡᠷᠡᠭᠯᠡᠬᠦ ᠶᠠᠪᠤᠴᠠ ᠳᠤ ᠶᠠᠮᠠᠷ ᠠᠰᠠᠭᠤᠳᠠᠯ ᠲᠣᠬᠢᠶᠠᠯᠳᠤᠪᠠᠯ ᠮᠠᠢᠯ ᠪᠢᠴᠢᠭᠡᠷᠡᠢ᠃ ᠪᠢ ᠺᠢᠷᠢᠯ ᠦᠰᠦᠭ ᠤᠩᠰᠢᠬᠤ ᠳᠠᠭᠠᠨ ᠮᠠᠰᠢ ᠮᠠᠰᠢ ᠮᠠᠰᠢ ᠬᠦᠴᠢᠷᠳᠡᠬᠦ ᠪᠣᠯᠬᠣᠷ᠂ ᠮᠠᠢᠯ ᠢᠶᠠᠨ ᠮᠣᠩᠭᠣᠯ ᠪᠢᠴᠢᠭ ᠢᠶᠡᠷ ᠪᠢᠴᠢᠭᠡᠷᠡᠢ᠃